ᠠᠳᠤᠭᠤᠨ ᠤ ᠬᠠᠯᠳᠠᠪᠤᠷᠢᠲᠦ ᠬᠢᠮᠤᠷᠠᠭ᠎ᠠ ᠬᠡᠷᠬᠢᠨ ᠡᠭᠦᠰᠳᠡᠭ ᠪᠤᠢ
ᠨᠡᠶᠢᠲᠡᠯᠡᠭᠰᠡᠨ ᠴᠠᠭ᠄
2020/9/27
   ᠠᠳᠤᠭᠤᠨ ᠤ ᠬᠠᠯᠳᠠᠪᠤᠷᠢᠳᠦ ᠬᠢᠮᠤᠷᠠᠭ᠎ᠠ ᠪᠤᠯ ᠸᠢᠷᠦ᠋ᠰ ᠠᠴᠠ ᠪᠤᠯᠤᠬᠰᠠᠨ ᠲᠦᠷᠭᠡᠨ ᠴᠢᠨᠠᠷ ᠲᠠᠢ ᠪᠦᠭᠡᠳ ᠬᠠᠯᠠᠭᠤᠨ ᠴᠢᠨᠠᠷ ᠲᠠᠢ ᠠᠮᠢᠰᠬᠤᠯ ᠤᠨ ᠰᠦᠪᠡ ᠶᠢᠨ ᠬᠠᠯᠳᠠᠪᠤᠷᠢᠳᠦ ᠡᠪᠡᠳᠴᠢᠨ ᠶᠤᠮ᠃ ᠡᠮᠴᠢᠯᠡᠭᠡᠨ ᠳᠠᠬᠢ ᠭᠤᠤᠯ ᠪᠤᠯᠬᠤ ᠤᠨᠴᠠᠯᠢᠬ ᠪᠤᠯ ᠬᠠᠯᠠᠭᠤᠷᠠᠬᠤ᠂ ᠬᠠᠨᠢᠶᠠᠬᠤ ᠪᠠ ᠨᠢᠳᠦ᠂ ᠬᠠᠮᠠᠷ ᠲᠤ ᠰᠠᠯᠢᠰᠤᠯᠢᠬ ᠴᠢᠨᠠᠷ ᠲᠠᠢ ᠦᠷᠪᠢᠰᠤᠯ ᠡᠬᠦᠰᠳᠡᠭ᠃ ᠵᠠᠷᠢᠮ ᠤᠨ ᠬᠢᠨᠢ ᠰᠠᠮᠰᠢᠭᠤ ᠶᠢᠨ ᠰᠦᠪᠡ ᠳᠤ ᠪᠠᠰᠠ ᠬᠦᠨᠳᠦ ᠰᠦᠷᠡᠭᠡᠢ ᠦᠷᠪᠢᠰᠤᠯ ᠡᠬᠦᠰᠳᠡᠭ ᠪᠠᠶᠢᠨ᠎ᠠ᠃    ᠳᠡᠯᠡᠭᠡᠢ ᠶᠢᠨ ᠨᠠᠯᠢᠶᠡᠳ ᠤᠯᠠᠨ ᠤᠯᠤᠰ ᠲᠤ ᠪᠦᠷ ᠳᠤᠰ ᠡᠪᠡᠳᠴᠢᠨ ᠳᠡᠯᠭᠡᠷᠡᠵᠦ ᠪᠤᠢ᠃ ᠲᠦᠷᠦᠬᠦᠦ ᠭᠡᠳᠤᠨ ᠵᠢᠯ ᠮᠠᠨ ᠤ ᠤᠯᠤᠰ ᠲᠤ ᠪᠠᠰᠠ ᠡᠶᠢᠮᠦ ᠡᠪᠡᠳᠴᠢᠨ ᠡᠬᠦᠰᠦᠭᠰᠡᠨ ᠶᠤᠮ᠃ᠡᠪᠡᠳᠴᠢᠨ ᠤ ᠡᠬᠦᠰᠪᠦᠷᠢ ᠨᠢ ᠬᠠᠯᠳᠠᠪᠤᠷᠢᠳᠦ ᠬᠢᠮᠤᠷᠠᠭ᠎ᠠ ᠶᠢᠨ ᠸᠢᠷᠦ᠋ᠰ ᠪᠤᠯᠤᠨ᠎ᠠ᠃ ᠡᠰᠡᠷᠬᠦ ᠲᠦᠷᠦᠬᠦᠯᠦᠭᠴᠢ ᠶᠢ ᠦᠪᠡᠷᠮᠢᠴᠠ ᠴᠢᠨᠠᠷ ᠤᠨ ᠠᠳᠠᠯᠢ ᠪᠤᠰᠦ ᠶᠢ ᠦᠨᠳᠦᠰᠦᠯᠡᠵᠦ᠂ ᠬᠠᠯᠳᠠᠪᠤᠷᠢᠳᠦ ᠬᠢᠮᠤᠷᠠᠭ᠎ᠠ ᠶᠢᠨ ᠸᠢᠷᠦ᠋ᠰ ᠢ A᠂ B᠂ C᠂ ᠭᠤᠷᠪᠠᠨ ᠭᠡᠯᠪᠡᠷᠢ ᠬᠤᠪᠢᠶᠠᠳᠠᠬ᠃ ᠡᠬᠦᠨ ᠤ A ᠭᠡᠯᠪᠡᠷᠢᠳᠦ ᠸᠢᠷᠦ᠋ᠰ ᠤᠨ ᠭᠠᠳᠠᠷᠭᠤ ᠳᠠᠬᠢ ᠡᠰᠡᠷᠬᠦ ᠲᠦᠷᠦᠬᠦᠯᠦᠭᠴᠢ ᠶᠢᠨ ᠪᠦᠷᠢᠯᠳᠤᠬᠦᠨ ᠪᠤᠳᠤᠯᠢᠶᠠᠨᠳᠠᠢ ᠮᠦᠷᠳᠡᠭᠡᠨ ᠳᠤᠬᠳᠠᠪᠤᠷᠢ ᠦᠭᠡᠢ᠂ ᠠᠮᠠᠷᠬᠠᠨ ᠬᠤᠪᠢᠷᠠᠭᠠᠳ ᠶᠡᠭᠡ ᠪᠠᠷ ᠬᠠᠯᠳᠠᠪᠤᠷᠢᠯᠠᠯ ᠡᠬᠦᠰᠭᠡᠳᠡᠭ᠃    ᠠᠳᠤᠭᠤᠨ ᠤ ᠬᠠᠯᠳᠠᠪᠤᠷᠢᠳᠦ ᠬᠢᠮᠤᠷᠠᠭ᠎ᠠ ᠶᠢᠨ ᠸᠢᠷᠦ᠋ᠰ ᠢᠯᠴᠢ ᠪᠠ ᠠᠷᠢᠭᠤᠳᠬᠠᠬᠤ ᠡᠮ ᠳᠤ ᠳᠠᠰᠪᠤᠷᠢᠯᠡᠬᠦ ᠴᠢᠳᠠᠯ ᠢᠶᠠᠷ ᠠᠨᠠᠢ᠂ ᠳᠤᠯᠠᠭᠠᠨ ᠤ ᠭᠡᠮᠵᠢᠶ᠎ᠠ ᠶᠢ 56 ᠭᠷᠡᠳᠦ᠋ᠰ ᠬᠦᠷᠭᠡᠪᠡᠯ ᠭᠡᠳᠤᠨ ᠮᠢᠨᠦ᠋ᠲ ᠤᠨ ᠳᠤᠳᠤᠷ᠎ᠠ ᠬᠠᠯᠳᠠᠪᠤᠷᠢᠯᠠᠬᠤ ᠬᠦᠴᠦᠨ ᠢᠶᠠᠨ ᠠᠯᠳᠠᠳᠠᠬ᠂ ᠡᠬᠦᠨ ᠢ ᠪᠠᠶᠢᠡᠭᠭᠤ ᠭᠡᠷᠡᠭᠯᠡᠳᠡᠭ ᠠᠷᠢᠭᠤᠳᠬᠠᠬᠤ ᠡᠮ ᠢᠶᠠᠷ ᠮᠠᠰᠢ ᠲᠦᠷᠭᠡᠨ ᠠᠯᠠᠵᠦ ᠪᠤᠯᠬᠤ ᠶᠤᠮ᠃ ᠳᠤᠯᠠᠭᠠᠨ ᠭᠡᠷ ᠲᠤ 19 ᠬᠤᠨᠤᠬ᠂ 4 ᠭᠷᠡᠳᠦ᠋ᠰ ᠲᠤ 29 ᠬᠤᠨᠤᠬ᠂ ᠳᠡᠭ ᠠᠴᠠ ᠳᠤᠷᠤᠭᠰᠢ 17 ᠭᠷᠡᠳᠦ᠋ᠰ ᠲᠤ ᠪᠠᠷᠤᠬ 31 ᠰᠠᠷ᠎ᠠ ᠪᠠ ᠳᠡᠭ ᠠᠴᠠ ᠳᠤᠷᠤᠭᠰᠢ 70 ᠭᠷᠡᠳᠦ᠋ᠰ ᠲᠤ ᠤᠷᠳᠦ ᠬᠤᠭᠤᠴᠠᠭ᠎ᠠ ᠪᠠᠷ ᠠᠮᠢᠳᠦ ᠪᠠᠶᠢᠵᠦ ᠴᠢᠳᠠᠳᠠᠬ᠃ ᠴᠢᠰᠤᠨ ᠳᠠᠬᠢ ᠸᠢᠷᠦ᠋ᠰ ᠮᠦᠰᠤᠨ ᠬᠠᠶᠢᠷᠴᠠᠬ ᠲᠤ ᠭᠡᠳᠤᠨ ᠰᠠᠷ᠎ᠠ ᠠᠮᠢᠳᠦ ᠪᠠᠶᠢᠵᠦ ᠳᠠᠶᠢᠯᠤᠨ᠎ᠠ᠃ ᠸᠢᠷᠦ᠋ᠰ ᠪᠤᠯ ᠭᠡᠮᠨᠡᠭᠰᠡᠨ ᠮᠤᠷᠢᠨ ᠤ ᠴᠢᠰᠦ ᠰᠢᠬᠦᠷᠡᠳᠡᠰᠦ᠂ ᠢᠯᠭᠠᠳᠠᠰᠦ ᠬᠢᠭᠡᠳ ᠠᠵᠢᠷᠭᠠᠨ ᠤ ᠦᠷ᠎ᠠ ᠳᠤ ᠤᠷᠤᠰᠢᠳᠠᠬ ᠶᠤᠮ᠃ ᠴᠢᠰᠦ ᠪᠤᠶᠤ ᠨᠡᠭᠡᠳᠡᠰᠦ ᠶᠢᠨ ᠰᠢᠩᠭᠡᠨ ᠤ ᠰᠢᠬᠦᠷᠡᠳᠡᠰᠦ ᠶᠢ ᠮᠤᠷᠢᠨ ᠤ ᠠᠷᠠᠰᠤᠨ ᠳᠤᠳᠤᠷ᠎ᠠ ᠳᠠᠷᠢᠪᠠᠯ ᠡᠪᠡᠳᠴᠢᠯᠡᠳᠡᠭ᠃ ᠭᠡᠮᠨᠡᠭᠰᠡᠨ ᠮᠤᠷᠢᠨ ᠤ ᠡᠪᠡᠳᠴᠢᠨ ᠨᠢ ᠡᠳᠡᠭᠡᠷᠡᠭᠰᠡᠨ ᠤ ᠳᠠᠷᠠᠭ᠎ᠠ ᠴᠢᠰᠦ ᠪᠤᠯᠤᠨ ᠦᠷ᠎ᠠ ᠶᠢᠨ ᠳᠤᠳᠤᠷᠠᠬᠢ ᠸᠢᠷᠦ᠋ᠰ ᠨᠢ ᠭᠡᠳᠤᠨ ᠰᠠᠷ᠎ᠠ ᠠᠴᠠ ᠭᠡᠳᠤᠨ ᠵᠢᠯ ᠠᠮᠢᠳᠦ ᠤᠷᠤᠰᠢᠵᠦ ᠳᠠᠶᠢᠯᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号