ᠳᠠᠷᠢᠶᠠᠨ ᠭᠠᠵᠠᠷ ᠢ ᠨᠠᠷᠠᠭᠳᠠᠬᠤ ᠪᠤᠯᠤᠳᠠᠬᠤ ᠪᠤᠯᠤᠨ ᠳᠠᠩᠨᠠᠬᠤ
ᠨᠡᠶᠢᠲᠡᠯᠡᠭᠰᠡᠨ ᠴᠠᠭ᠄
2021/8/4
   ᠳᠠᠷᠢᠶᠠᠨ ᠭᠠᠵᠠᠷ ᠢ ᠨᠠᠷᠠᠭᠳᠠᠬᠤ ᠪᠤᠯ ᠨᠢᠭᠡ ᠵᠥᠢᠯ ᠤᠨ ᠦᠡᠭᠭᠡᠨ ᠬᠦᠷᠥᠰᠥᠨ ᠤ ᠳᠠᠷᠢᠶᠠᠯᠠᠬᠤ ᠠᠷᠭ᠎ᠠ ᠮᠦᠨ᠂ ᠳᠡᠷᠡ ᠨᠢ ᠬᠦᠷᠥᠰᠥ ᠶᠢ ᠳᠡᠭᠰᠢᠯᠡᠬᠦ᠂ ᠰᠢᠷᠥᠢ ᠭᠡᠮᠭᠡᠯᠬᠦ᠂ ᠰᠢᠷᠥᠢ ᠪᠤᠷᠳᠤᠭᠤᠷ ᠢ ᠬᠤᠯᠢᠬᠤ᠂ ᠦᠡᠭᠭᠡᠨ ᠬᠦᠷᠥᠰᠥ ᠶᠢ ᠰᠤᠯᠠᠷᠠᠭᠤᠯᠬᠤ᠂ ᠬᠤᠭ ᠡᠪᠡᠰᠥ ᠶᠢ ᠠᠷᠢᠯᠭᠠᠬᠤ ᠪᠤᠯᠤᠨ ᠦᠨᠳᠥᠰᠥ ᠡᠰᠢᠨ ᠤ ᠦᠷᠡᠵᠢᠯ ᠢ ᠨᠡᠮᠡᠭᠳᠡᠬᠦᠯᠬᠦ ᠵᠡᠷᠭᠡ ᠥᠢᠯᠡᠳᠥᠯ ᠲᠠᠢ᠃ ᠶᠡᠷᠥ ᠳᠤ ᠪᠠᠨ ᠬᠠᠭᠠᠯᠬᠤ ᠠᠴᠠ ᠡᠮᠥᠨ᠎ᠡ ᠬᠤᠶᠢᠨ᠎ᠠ᠂ ᠳᠠᠷᠢᠬᠤ ᠠᠴᠠ ᠡᠮᠥᠨ᠎ᠡ ᠬᠤᠶᠢᠨ᠎ᠠ ᠪᠦᠷ ᠨᠠᠷᠠᠭᠳᠠᠵᠤ ᠪᠤᠯᠤᠨ᠎ᠠ᠃ ᠨᠠᠷᠠᠭᠳᠠᠭᠤᠷ ᠲᠤ ᠳᠤᠭᠤᠷᠢᠭ ᠨᠠᠷᠬ᠎ᠠ᠂ ᠬᠦᠨᠳᠥ ᠬᠡᠯᠪᠡᠷᠢ ᠶᠢᠨ ᠳᠤᠭᠤᠷᠢᠭ ᠨᠠᠷᠬ᠎ᠠ ᠵᠡᠷᠭᠡ ᠪᠠᠶᠢᠳᠠᠭ᠃ ᠭᠤᠯᠳᠥ ᠴᠢᠭᠯᠡᠯ᠂ ᠬᠦᠨᠳᠡᠯᠡᠨ ᠴᠢᠭᠯᠡᠯ ᠪᠤᠯᠤᠨ ᠡᠰᠡᠷᠬᠦ ᠦᠨᠴᠥᠭ ᠤᠨ ᠴᠢᠭᠯᠡᠯ ᠢᠶᠠᠷ ᠪᠦᠷ ᠨᠠᠷᠠᠭᠳᠠᠵᠤ ᠪᠤᠯᠥᠨ᠎ᠠ᠃ ᠪᠤᠳᠠᠳᠠᠢ ᠨᠦᠬᠦᠴᠡᠯ ᠳᠤ ᠪᠠᠨ ᠵᠤᠬᠢᠴᠠᠭᠤᠯᠥᠨ ᠴᠠᠭ ᠬᠤᠭᠤᠴᠠᠭ᠎ᠠ᠂ ᠪᠠᠭᠠᠵᠢ ᠬᠡᠷᠡᠭᠰᠡᠯ ᠪᠤᠯᠤᠨ ᠴᠢᠭᠯᠡᠯ ᠢ ᠰᠤᠩᠭᠤᠨ ᠨᠠᠷᠠᠭᠳᠠᠵᠤ ᠪᠤᠯᠤᠨ᠎ᠠ᠃    ᠰᠠᠶ᠋ᠢᠬᠠᠨ ᠠᠨᠵᠢᠰᠤᠳᠠᠵᠤ ᠦᠡᠭᠭᠡᠷᠡᠭᠰᠡᠨ ᠬᠦᠷᠥᠰᠥ ᠶᠢ ᠳᠡᠭᠰᠢᠯᠡᠬᠦ ᠳᠤ ᠰᠢᠷᠥᠢ ᠭᠡᠮᠭᠡᠯᠬᠦ ᠪᠤᠯᠤᠨ ᠬᠤᠭ ᠡᠪᠡᠰᠥᠨ ᠤ ᠦᠨᠳᠥᠰᠥ ᠶᠢ ᠠᠷᠢᠯᠭᠠᠵᠤ᠂ ᠰᠢᠯᠢᠳᠡᠭ ᠰᠠᠶᠢᠨ ᠳᠠᠷᠢᠶᠠᠯᠠᠬᠤ ᠨᠦᠬᠦᠴᠡᠯ ᠪᠤᠢ ᠪᠤᠯᠭᠠᠬᠤ ᠵᠤᠷᠢᠯᠭ᠎ᠠ ᠪᠠᠷ ᠠᠷᠠᠭᠠᠳᠥ ᠨᠠᠷᠬ᠎ᠠ ᠶᠢ ᠬᠡᠷᠡᠭᠯᠡᠨ᠎ᠡ᠃ ᠳᠡᠵᠢᠭᠡᠯ ᠡᠪᠡᠰᠥ ᠤᠭᠰᠠᠷᠠᠵᠤ ᠳᠠᠷᠢᠬᠤ ᠦᠶᠡᠰ᠂ ᠴᠢᠬᠢᠭ ᠢ ᠵᠠᠪᠳᠥᠨ ᠴᠠᠭ ᠲᠤᠬᠠᠢ ᠳᠤ ᠨᠢ ᠳᠠᠷᠢᠬᠤ ᠶᠢᠨ ᠲᠦᠯᠥᠭᠡ ᠵᠠᠷᠢᠮ ᠳᠤ ᠪᠠᠨ ᠭᠠᠵᠠᠷ ᠢᠶᠠᠨ ᠬᠠᠭᠠᠯᠪᠤᠷᠢᠯᠠᠬᠤ ᠦᠬᠡᠢ ᠪᠠᠷ ᠰᠢᠭᠤᠳ ᠳᠤᠭᠤᠷᠢᠭ ᠨᠠᠷᠬ᠎ᠠ ᠪᠠᠷ ᠨᠠᠷᠠᠭᠳᠠᠴᠢᠬᠠᠭᠠᠳ ᠳᠠᠷᠢᠳᠠᠭ᠃ ᠤᠯᠠᠨ ᠨᠠᠰᠥᠳᠥ ᠳᠡᠵᠢᠭᠡᠯ ᠡᠪᠡᠰᠥᠳᠥ ᠪᠡᠯᠴᠢᠭᠡᠷ ᠢ ᠬᠠᠪᠤᠷ ᠡᠷᠳᠡ ᠨᠠᠷᠠᠭᠳᠠᠪᠠᠯ ᠬᠦᠷᠮᠡᠭ ᠤᠨ ᠳᠠᠪᠬᠤᠷᠭ᠎ᠠ ᠪᠤᠯᠤᠨ ᠦᠯᠡᠳᠡᠭᠳᠡᠯ ᠭᠤᠤᠷᠰᠥ ᠶᠢ ᠠᠷᠢᠯᠭᠠᠵᠤ᠂ ᠬᠦᠷᠥᠰᠥᠨ ᠤ ᠠᠭᠠᠷ ᠤᠨ ᠨᠡᠪᠳᠡᠷᠡᠴᠡ ᠶᠢ ᠰᠠᠶᠢᠵᠢᠷᠠᠭᠤᠯᠥᠨ᠂ ᠳᠡᠵᠢᠭᠡᠯ ᠡᠪᠡᠰᠥᠨ ᠤ ᠨᠤᠭᠤᠭᠠᠷᠠᠭᠤᠯᠤᠯᠳᠠ ᠪᠠ ᠤᠷᠭᠤᠯᠳᠠ ᠶᠢ ᠠᠬᠢᠭᠤᠯᠳᠠᠭ᠃    ᠪᠤᠯᠤᠳᠠᠬᠤ ᠪᠠᠭᠠᠵᠢ ᠳᠤ ᠴᠢᠯᠠᠭᠤ ᠪᠤᠯᠤ᠂ ᠮᠧᠬᠠᠨᠢᠭ ᠬᠦᠯᠢᠭᠡᠷ ᠪᠤᠯᠤᠳᠠᠭᠤᠷ᠂ V ᠬᠡᠯᠪᠡᠷᠢᠳᠥ ᠪᠤᠯᠤᠳᠠᠭᠤᠷ᠂ ᠴᠠᠭᠠᠷᠢᠭ ᠪᠤᠯᠤᠳᠠᠭᠤᠷ ᠪᠤᠯᠤᠨ ᠴᠢᠯᠠᠭᠤ ᠪᠤᠶᠤ ᠳᠡᠮᠥᠷ ᠢᠶᠠᠷ ᠬᠢᠭᠰᠡᠨ ᠬᠡᠰᠡᠭ ᠳᠠᠯ᠎ᠠ ᠶᠢᠨ ᠪᠤᠯᠤᠳᠠᠭᠤᠷ ᠵᠡᠷᠭᠡ ᠪᠠᠶᠢᠳᠠᠭ᠃ ᠭᠠᠩ ᠬᠠᠭᠤᠷᠠᠢ᠂ ᠰᠠᠯᠬᠢ ᠶᠡᠭᠡ ᠤᠷᠤᠨ ᠪᠤᠶᠤ ᠤᠯᠠᠷᠢᠯ ᠳᠤ ᠬᠦᠪᠰᠥᠭᠡᠷ ᠵᠦᠭᠡᠯᠡᠨ ᠬᠦᠷᠥᠰᠥᠨ ᠤ ᠤᠰᠥᠨ ᠤ ᠰᠥᠢᠳᠥᠯ ᠨᠢ ᠬᠤᠷᠳᠥᠨ ᠪᠠᠶᠢᠳᠠᠭ᠃ ᠡᠶᠢᠮᠥ ᠠᠴᠠ ᠪᠤᠯᠤᠳᠠᠵᠤ ᠳᠠᠷᠤᠰᠢᠭᠤᠯᠪᠠᠯ ᠬᠦᠷᠥᠰᠥᠨ ᠤ ᠵᠠᠭᠠᠭ ᠵᠠᠪᠰᠠᠷ ᠢ ᠪᠠᠭᠠᠰᠬᠠᠵᠤ᠂ ᠬᠡᠢ ᠲᠦᠯᠥᠪᠳᠥ ᠤᠰᠥᠨ ᠤ ᠠᠭᠤᠷᠰᠢᠯᠳᠠ ᠶᠢ ᠬᠤᠷᠢᠭᠯᠠᠨ ᠴᠢᠬᠢᠭ ᠢ ᠬᠠᠮᠠᠭᠠᠯᠠᠬᠤ ᠥᠢᠯᠡᠳᠥᠯ ᠦᠵᠡᠬᠦᠯᠳᠡᠭ᠃ ᠰᠢᠨᠡᠭᠡᠨ ᠤᠷᠪᠠᠭᠤᠯᠤᠭᠰᠠᠨ ᠭᠠᠵᠠᠷ ᠪᠤᠶᠤ ᠡᠯᠡᠰᠥᠷᠭᠡᠭ ᠬᠦᠪᠰᠥᠭᠡᠷ ᠬᠦᠷᠥᠰᠥᠨ ᠳᠤ ᠳᠡᠵᠢᠭᠡᠯ ᠡᠪᠡᠰᠥ ᠳᠠᠷᠢᠬᠤ ᠳᠤ ᠡᠷᠬᠡᠪᠰᠢ ᠤᠷᠢᠳᠠᠪᠠᠷ ᠪᠤᠯᠤᠳᠠᠵᠤ ᠳᠡᠭᠡᠷ᠎ᠠ ᠨᠢ ᠰᠦᠪᠡᠷᠭᠡᠭ ᠳᠤᠤᠷ᠎ᠠ ᠪᠠᠨ ᠴᠢᠩᠭᠠᠯᠢᠭ ᠦᠷ᠎ᠠ ᠶᠢᠨ ᠭᠤᠯᠤᠮᠳᠠ ᠪᠡᠯᠡᠳᠭᠡᠬᠦ ᠬᠡᠷᠡᠭᠳᠡᠢ᠃    ᠲᠠᠩᠨᠠᠬᠤ ᠨᠢ ᠭᠤᠤᠯᠳᠠᠭᠤ ᠦᠡᠭᠭᠡᠨ ᠬᠦᠷᠥᠰᠥ ᠶᠢ ᠰᠤᠯᠠᠷᠠᠭᠤᠯᠵᠤ ᠤᠰᠥ ᠬᠠᠳᠠᠭᠠᠯᠠᠨ᠂ ᠬᠤᠭ ᠡᠪᠡᠰᠥ ᠶᠢ ᠠᠷᠢᠯᠭᠠᠬᠤ ᠥᠢᠯᠡᠳᠥᠯ ᠲᠠᠢ᠃ ᠴᠠᠭ ᠲᠤᠬᠠᠢ ᠳᠤ ᠨᠢ ᠳᠠᠩᠨᠠᠵᠤ᠂ ᠬᠦᠷᠥᠰᠥᠨ ᠳᠠᠪᠬᠤᠷᠭ᠎ᠠ ᠶᠢ ᠬᠦᠪᠰᠥᠭᠡᠷ ᠵᠦᠭᠡᠯᠡᠨ ᠪᠦᠭᠡᠳ ᠬᠤᠭ ᠡᠪᠡᠰᠥ ᠦᠬᠡᠢ ᠪᠠᠶᠢᠯᠭᠠᠬᠤ ᠬᠡᠷᠡᠭᠳᠡᠢ᠃ ᠤᠨᠴᠠᠭᠠᠢᠢᠯᠠᠨ ᠤᠰᠤᠯᠠᠭᠰᠠᠨ ᠤ ᠳᠠᠷᠠᠭ᠎ᠠ ᠪᠤᠶᠤ ᠪᠤᠷᠤᠭᠠᠨ ᠤ ᠳᠠᠷᠠᠭ᠎ᠠ ᠳᠠᠩᠨᠠᠵᠤ᠂ ᠳᠠᠷᠢᠶᠠᠨ ᠭᠠᠵᠠᠷ ᠤᠨ ᠦᠷᠥᠮᠡᠳᠥᠵᠤ ᠬᠠᠳᠠᠭᠤᠷᠠᠬᠤ ᠶᠢ ᠰᠡᠷᠬᠡᠶᠢᠯᠡᠨ ᠬᠦᠷᠥᠰᠥᠨ ᠤ ᠤᠰᠥ ᠶᠢ ᠬᠠᠮᠠᠭᠠᠯᠠᠬᠤ ᠬᠡᠷᠡᠭᠳᠡᠢ᠃ ᠲᠠᠩᠨᠠᠬᠤ ᠠᠵᠢᠯ ᠢ ᠠᠯᠢ ᠴᠢᠳᠠᠬᠤ ᠪᠠᠷ ᠤᠰᠤᠯᠠᠬᠤ᠂ ᠰᠢᠷᠥᠢ ᠨᠡᠮᠡᠬᠦ᠂ ᠪᠤᠷᠳᠤᠭᠤᠷ ᠤᠷᠤᠭᠤᠯᠬᠤ ᠲᠠᠢ ᠤᠶᠠᠯᠳᠤᠭᠤᠯᠵᠤ ᠬᠢᠬᠦ ᠪᠦᠭᠡᠳ ᠴᠢᠬᠢ ᠶᠢ ᠬᠡᠮᠳᠥᠭᠡᠵᠤ᠂ ᠦᠨᠳᠥᠰᠥ ᠭᠡᠮᠳᠥᠭᠡᠬᠦ ᠠᠴᠠ ᠬᠢᠴᠢᠶᠡᠬᠦ ᠬᠡᠷᠡᠭᠳᠡᠢ᠃    ︵︽ᠮᠠᠯᠴᠢᠨ ᠳᠠᠷᠢᠶᠠᠴᠢᠨ ᠤ ᠬᠡᠷᠡᠭᠯᠡᠭᠡᠨ ᠤ ᠮᠡᠷᠭᠡᠵᠢᠯ ᠴᠤᠪᠤᠷᠠᠯ ᠪᠢᠴᠢᠭ︾ ᠠᠴᠠ ᠠᠪᠤᠪᠠ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号